ᠣᠶᠤᠲᠠᠨ ᠨᠤᠭᠤᠳ ᠠᠦ᠋ᠲ᠋ᠣᠪᠦ᠋ᠰᠤᠨ ᠤ ᠬᠥᠩᠭᠡᠯᠡᠯᠲᠡ ᠲᠡᠢ ᠺᠠᠷᠲ ᠢᠶᠠᠨ ᠥᠨᠥᠳᠥᠷ ᠡᠴᠡ ᠡᠬᠢᠯᠡᠨ ᠴᠠᠬᠢᠮ ᠢᠶᠠᠷ ᠵᠠᠬᠢᠶᠠᠯᠠᠨ᠎ᠠ


ᠶᠡᠬᠡ᠂ ᠳᠡᠭᠡᠳᠦ ᠰᠤᠷᠭᠠᠭᠤᠯᠢ᠂ ᠺᠣᠯᠯᠧᠵᠢ᠂ ᠮᠡᠷᠭᠡᠵᠢᠯ ᠦᠨ ᠪᠣᠯᠤᠨ ᠲᠧᠭᠨᠢᠭ ᠦᠨ ᠪᠣᠯᠪᠠᠰᠤᠷᠠᠯ ᠤᠨ ᠰᠤᠷᠭᠠᠯᠲᠠ ᠶᠢᠨ ᠪᠠᠶᠢᠭᠤᠯᠤᠯᠭ᠎ᠠ ᠶᠢᠨ ᠰᠤᠷᠤᠯᠴᠠᠭᠴᠢ᠂ ᠣᠶᠤᠲᠠᠨ ᠨᠤᠭᠤᠳ ᠨᠡᠶᠢᠲᠡ ᠶᠢᠨ ᠲᠡᠭᠡᠭᠡᠪᠦᠷᠢ ᠶᠢᠨ ᠬᠡᠷᠡᠭᠰᠡᠯ ᠢᠶᠡᠷ ᠰᠠᠷ᠎ᠠ ᠳᠤ ᠔᠔ ᠤᠳᠠᠭ᠎ᠠ ᠬᠥᠩᠭᠡᠯᠲᠡ ᠲᠡᠢ ᠵᠣᠷᠴᠢᠨ᠎ᠠ᠃

᠒᠐᠒᠓-᠒᠐᠒᠔ ᠣᠨ ᠤ ᠬᠢᠴᠢᠶᠡᠯ ᠦᠨ ᠵᠢᠯ ᠦᠨ ᠠᠦ᠋ᠲ᠋ᠣᠪᠦ᠋ᠰᠤᠨ ᠤ ᠬᠥᠩᠭᠡᠯᠡᠯᠲᠡ ᠶᠢᠨ ᠡᠷᠬᠡ ᠲᠡᠢ ᠺᠠᠷᠲ ᠤᠨ ᠵᠠᠬᠢᠶᠠᠯᠠᠭ᠎ᠠ ᠶᠢ ᠲᠥᠷᠥ ᠶᠢᠨ ᠴᠠᠬᠢᠮ ᠦᠢᠯᠡᠴᠢᠯᠡᠭᠡᠨ ᠦ ᠨᠢᠭᠡᠳᠦᠭᠰᠡᠨ ᠰᠢᠰᠲ᠋ᠧᠮ ᠪᠣᠯᠬᠤ ᠢ-ᠮᠣᠩᠭᠣᠯᠢᠶᠠ ᠫᠯᠠᠲ᠋ᠹᠣᠷᠮ ᠢᠶᠠᠷ ᠐᠙ ᠳᠦᠭᠡᠷ ᠰᠠᠷ᠎ᠠ ᠶᠢᠨ ᠑᠔ ᠍ ᠦ ᠡᠳᠦᠷ ᠡᠴᠡ ᠡᠬᠢᠯᠡᠨ ᠴᠠᠬᠢᠮ ᠢᠶᠠᠷ ᠬᠦᠯᠢᠶᠡᠨ ᠠᠪᠤᠨ᠎ᠠ᠃

ᠢ-ᠮᠣᠩᠭᠣᠯᠢᠶᠠ ᠫᠯᠠᠲ᠋ᠹᠣᠷᠮ ᠢᠶᠠᠷ ᠵᠥᠪᠬᠡᠨ ᠶᠡᠬᠡ᠂ ᠳᠡᠭᠡᠳᠦ ᠰᠤᠷᠭᠠᠭᠤᠯᠢ ᠶᠢᠨ ᠳᠡᠳ᠋ ᠪᠠᠺᠠᠯᠠᠪᠠᠷ ᠤᠨ /ᠳ᠋ᠢᠫᠯᠣᠮ ᠤᠨ/ ᠪᠣᠯᠤᠨ ᠪᠠᠺᠠᠯᠠᠪᠠᠷ ᠤᠨ ᠡᠳᠦᠷ ᠦᠨ ᠠᠩᠭᠢ ᠳᠤ ᠰᠢᠨ᠎ᠡ ᠪᠡᠷ ᠡᠯᠰᠡᠨ ᠰᠤᠷᠤᠯᠴᠠᠭᠴᠢᠳ ᠠᠩᠬ᠎ᠠ ᠤᠳᠠᠭ᠎ᠠ ᠲᠤᠰ ᠺᠠᠷᠲ ᠢ ᠠᠪᠬᠤ ᠭᠡᠵᠦ ᠪᠠᠶᠢᠭ᠎ᠠ ᠲᠣᠬᠢᠶᠠᠯᠳᠤᠯ ᠳᠤ ᠴᠠᠬᠢᠮ ᠢᠶᠠᠷ ᠵᠠᠬᠢᠶᠠᠯᠠᠬᠤ ᠪᠣᠯᠤᠮᠵᠢ ᠲᠠᠢ᠃ ᠡᠨᠡᠬᠦ ᠱᠠᠭᠠᠷᠳᠠᠯᠭ᠎ᠠ ᠬᠠᠩᠭᠠᠭᠰᠠᠨ ᠣᠶᠤᠲᠠᠨ ᠨᠤᠭᠤᠳ ᠢ-ᠮᠣᠩᠭᠣᠯᠢᠶᠠ ᠭᠠᠷ ᠤᠲᠠᠰᠤᠨ ᠤ ᠠᠫᠫᠯᠢᠭ ᠢᠶᠢᠰᠢᠨ ᠪᠣᠯᠤᠨ www.e-mongolia.mn ᠫᠣᠷᠲᠠᠯ ᠢᠶᠠᠷ ᠨᠡᠪᠲᠡᠷᠡᠴᠢ 《ᠣᠶᠤᠲᠠᠨ ᠤ ᠠᠦ᠋ᠲ᠋ᠣᠪᠦ᠋ᠰᠤᠨ ᠤ ᠺᠠᠷᠲ ᠵᠠᠬᠢᠶᠠᠯᠠᠬᠤ》 ᠦᠢᠯᠡᠴᠢᠯᠡᠭᠡ ᠶᠢ ᠰᠣᠩᠭᠣᠨ ᠺᠠᠷᠲ ᠢᠶᠠᠨ ᠵᠠᠬᠢᠶᠠᠯᠠᠬᠤ ᠶᠤᠮ᠃

ᠠᠦ᠋ᠲ᠋ᠣᠪᠦ᠋ᠰᠤᠨ ᠤ ᠬᠥᠩᠭᠡᠯᠡᠯᠲᠡ ᠲᠡᠢ ᠺᠠᠷᠲ ᠢ ᠡᠮᠦᠨ᠎ᠡ ᠨᠢ ᠠᠪᠴᠤ ᠪᠠᠶᠢᠭᠰᠠᠨ ᠣᠶᠤᠲᠠᠨ ᠳ᠋ᠠᠬᠢᠨ ᠵᠠᠬᠢᠶᠠᠯᠠᠬᠤ ᠳᠤ ᠪᠠᠨ ᠨᠡᠶᠢᠰᠯᠡᠯ ᠦᠨ ᠦᠢᠯᠡᠴᠢᠯᠡᠭᠡᠨ ᠦ ᠨᠢᠭᠡᠳᠦᠭᠰᠡᠨ ᠲᠥᠪ ᠦᠳ ᠲᠦ ᠬᠠᠨᠳᠤᠬᠤ ᠱᠠᠭᠠᠷᠳᠠᠯᠭ᠎ᠠ ᠲᠠᠢ᠃ ᠬᠠᠷᠢᠨ ᠣᠶᠤᠲᠠᠨ ᠤ ᠮᠡᠳᠡᠭᠡᠯᠡᠯ ᠪᠦᠷᠢᠳᠬᠡᠭᠳᠡᠭᠡ ᠦᠭᠡᠢ ᠲᠣᠬᠢᠶᠠᠯᠳᠤᠯ ᠳᠤ ᠰᠤᠷᠭᠠᠭᠤᠯᠢ ᠶᠢᠨ ᠢᠶᠠᠨ ᠰᠤᠷᠭᠠᠯᠲᠠ ᠶᠢᠨ ᠠᠯᠪᠠᠨ ᠳᠤ ᠬᠠᠨᠳᠤᠨ ᠮᠡᠳᠡᠭᠡᠯᠡᠯ ᠢᠶᠡᠨ ᠰᠢᠯᠭᠠᠭᠤᠯᠤᠨ᠎ᠠ᠃

ᠮᠥᠨ ᠬᠥᠩᠭᠡᠯᠡᠯᠲᠡ ᠲᠡᠢ ᠺᠠᠷᠲ ᠲᠠᠢ ᠣᠶᠤᠲᠠᠨ ᠨᠤᠭᠤᠳ Umoney ᠺᠠᠷᠲ ᠪᠣᠷᠣᠯᠠᠭᠤᠯᠬᠤ᠂ ᠴᠡᠨᠡᠭᠯᠡᠬᠦ ᠭᠡᠷ᠎ᠡ ᠳᠦ ᠴᠡᠭ ᠦᠳ ᠪᠣᠯᠤᠨ ᠶᠡᠬᠡ᠂ ᠳᠡᠭᠡᠳᠦ ᠰᠤᠷᠭᠠᠭᠤᠯᠢ ᠨᠤᠭᠤᠳ ᠲᠤ ᠠᠵᠢᠯᠯᠠᠬᠤ ᠶᠠᠪᠤᠭᠤᠯ ᠤᠨ ᠴᠡᠭ ᠳᠡᠭᠡᠷ᠎ᠡ ᠣᠴᠢᠵᠤ ᠺᠠᠷᠲ ᠢᠶᠠᠨ ᠢᠳᠡᠪᠬᠢᠵᠢᠭᠦᠯᠬᠦ ᠶᠤᠮ᠃

ᠮᠣᠩᠭᠣᠯ ᠤᠯᠤᠰ ᠤᠨ ᠵᠠᠰᠠᠭ ᠤᠨ ᠭᠠᠵᠠᠷ ᠤᠨ ᠒᠐᠒᠓ ᠣᠨ ᠤ ᠐᠓ ᠳ᠋ᠤᠭᠠᠷ ᠰᠠᠷ᠎ᠠ ᠶᠢᠨ ᠒᠙ ᠦ ᠡᠳᠦᠷ ᠦᠨ 《ᠣᠶᠤᠲᠠᠨ ᠤ ᠲᠠᠯ᠎ᠠ ᠪᠠᠷ ᠠᠪᠬᠤ ᠵᠠᠷᠢᠮ ᠠᠷᠭ᠎ᠠ ᠬᠡᠮᠵᠢᠶᠡᠨ ᠦ ᠲᠤᠬᠠᠢ》 ᠑᠑᠑ ᠳ᠋ᠦ᠋ᠭᠡᠷ ᠲᠣᠭᠲᠠᠭᠠᠯ ᠤᠨ ᠬᠡᠷᠡᠭᠵᠢᠯᠲᠡ ᠶᠢᠨ ᠬᠦᠷᠢᠶᠡᠨ ᠳᠦ ᠳᠡᠭᠡᠷᠡᠬᠢ ᠠᠵᠢᠯ ᠤᠳ ᠬᠢᠭᠳᠡᠵᠦ ᠪᠠᠶᠢᠨ᠎ᠠ᠃

ᠨᠡᠶᠢᠰᠯᠡᠯ ᠦᠨ ᠬᠡᠮᠵᠢᠶᠡᠨ ᠳᠦ ᠰᠤᠷᠤᠯᠴᠠᠵᠤ ᠪᠤᠢ ᠣᠶᠤᠲᠠᠨ᠂ ᠰᠤᠷᠤᠯᠴᠠᠭᠴᠢᠳ ᠤᠨ ᠨᠡᠶᠢᠭᠡᠮ ᠤᠨ ᠠᠰᠠᠭᠤᠳᠠᠯ ᠢ ᠰᠢᠢᠳᠪᠦᠷᠢᠯᠡᠬᠦ᠂ ᠰᠤᠷᠤᠯᠴᠠᠬᠤ ᠣᠷᠴᠢᠨ ᠢ ᠰᠠᠶᠢᠵᠢᠷᠠᠭᠤᠯᠬᠤ ᠳᠤ ᠳᠡᠮᠵᠢᠯᠭᠡ ᠦᠵᠡᠭᠦᠯᠬᠦ ᠡᠭᠦᠳᠡᠨ ᠡᠴᠡ 《ᠤᠯᠠᠭᠠᠨᠪᠠᠭᠠᠲᠤᠷ ᠰᠪᠠᠷ ᠲᠤ ᠺᠠᠷᠲ》 ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ ᠵᠢᠯ ᠦᠨ ᠲᠤᠷᠰᠢ ᠬᠥᠩᠭᠡᠯᠡᠯᠲᠡ᠂ ᠤᠷᠮᠠᠰᠢᠭᠤᠯᠤᠯ ᠳᠤ ᠬᠥᠲᠥᠯᠪᠦᠷᠢ ᠬᠡᠷᠡᠭᠵᠢᠭᠦᠯᠵᠦ ᠠᠵᠢᠯᠯᠠᠬᠤ ᠪᠠᠨ ᠢᠯᠡᠷᠬᠡᠶᠢᠯᠡᠯ᠎ᠡ᠃

ᠢ-ᠮᠣᠩᠭᠣᠯᠢᠶᠠ ᠫᠯᠠᠲ᠋ᠹᠣᠷᠮ ᠢᠶᠠᠷ ᠣᠶᠤᠲᠠᠨ ᠤ ᠠᠦ᠋ᠲ᠋ᠣᠪᠦ᠋ᠰᠤᠨ ᠤ ᠺᠠᠷᠲ ᠵᠠᠬᠢᠶᠠᠯᠠᠬᠤ ᠵᠢᠭᠠᠪᠤᠷᠢ ᠲᠠᠢ ᠡᠨᠳᠡ ᠳᠠᠷᠤᠵᠤ ᠲᠠᠨᠢᠯᠴᠠᠨ᠎ᠠ ᠤᠤ!

ᠨᠡᠶᠢᠲᠡᠯᠡᠭᠰᠡᠨ᠄