ᠨᠡᠶᠢᠰᠯᠡᠯ ᠦᠨ ᠴᠡᠴᠡᠷᠯᠢᠭ ᠲᠦ ᠬᠠᠮᠤᠷᠤᠭᠳᠠᠬᠤ ᠬᠦᠰᠡᠯᠲᠡ ᠶᠢ ᠐᠘ ᠳ᠋ᠤᠭᠠᠷ ᠰᠠᠷ᠎ᠠ ᠶᠢᠨ ᠒᠐ ᠍ ᠨ ᠢ ᠳᠠᠭᠤᠰᠲᠠᠯ᠎ᠠ ᠢ-ᠮᠣᠩᠭᠣᠯᠢᠶᠠ ᠫᠯᠠᠲ᠋ᠹᠣᠷᠮ ᠢᠶᠠᠷ ᠬᠦᠯᠢᠶᠡᠨ ᠠᠪᠤᠨ᠎ᠠ


ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠬᠡᠦᠬᠡᠳ ᠪᠦᠷᠢ ᠶᠢ ᠴᠡᠴᠡᠷᠯᠢᠭ ᠲᠦ ᠬᠠᠮᠤᠷᠤᠭᠤᠯᠬᠤ ᠵᠣᠷᠢᠯᠭ᠎ᠠ ᠶᠢᠨ ᠬᠦᠷᠢᠶᠡᠨ ᠳᠦ ᠨᠡᠶᠢᠰᠯᠡᠯ ᠦᠨ ᠴᠡᠴᠡᠷᠯᠢᠭ ᠲᠦ ᠬᠠᠮᠤᠷᠤᠭᠳᠠᠬᠤ ᠬᠦᠰᠡᠯᠲᠡ ᠶᠢ ᠒᠐᠒᠓ ᠣᠨ ᠤ ᠐᠘ ᠳ᠋ᠤᠭᠠᠷ ᠰᠠᠷ᠎ᠠ ᠶᠢᠨ ᠐᠑ ᠍ ᠦ ᠡᠳᠦᠷ ᠡᠴᠡ ᠐᠘ ᠳ᠋ᠤᠭᠠᠷ ᠰᠠᠷ᠎ᠠ ᠶᠢᠨ ᠒᠐ ᠍ ᠤ ᠡᠳᠦᠷ ᠢ ᠳᠠᠭᠤᠰᠲᠠᠯ᠎ᠠ ᠢ-ᠮᠣᠩᠭᠣᠯᠢᠶᠠ ᠫᠯᠠᠲ᠋ᠹᠣᠷᠮ ᠢᠶᠠᠷ ᠳᠠᠮᠵᠢᠭᠤᠯᠤᠨ ᠠᠪᠤᠨ᠎ᠠ᠃

ᠨᠡᠶᠢᠰᠯᠡᠯ ᠦᠨ ᠬᠡᠮᠵᠢᠶᠡᠨ ᠳᠦ ᠒᠐᠒᠓-᠒᠐᠒᠔ ᠣᠨ ᠤ ᠬᠢᠴᠢᠶᠡᠯ ᠦᠨ ᠵᠢᠯ ᠳᠦ ᠴᠡᠴᠡᠷᠯᠢᠭ ᠲᠦ ᠬᠠᠮᠤᠷᠤᠭᠳᠠᠬᠤ ᠒᠐᠑᠘ ᠣᠨ ᠤ ᠐᠑ ᠳᠦᠭᠡᠷ ᠰᠠᠷ᠎ᠠ ᠶᠢᠨ ᠐᠑ ᠍ ᠡᠴᠡ ᠒᠐᠒᠑ ᠣᠨ ᠤ ᠑᠒ ᠳ᠋ᠤᠭᠠᠷ ᠰᠠᠷ᠎ᠠ ᠶᠢᠨ ᠓᠑ ᠍ ᠦ ᠡᠳᠦᠷ ᠦᠨ ᠬᠣᠭᠣᠷᠣᠨᠳᠣ ᠲᠦᠷᠦᠭᠰᠡᠨ ᠑᠔᠒᠂᠗᠙᠘ ᠬᠡᠦᠬᠡᠳ ᠪᠠᠶᠢᠭ᠎ᠠ ᠠᠴᠠ ᠒ ᠨᠠᠰᠤᠲᠠᠢ ᠓᠓᠂᠑᠔᠒ ᠬᠡᠦᠬᠡᠳ ᠪᠠᠶᠢᠨ᠎ᠠ᠃

ᠬᠡᠷᠪᠡ ᠪᠦᠷᠢᠳᠬᠡᠯ ᠲᠡᠢ ᠬᠠᠶ᠋ᠢᠭ ᠠᠴᠠ ᠪᠠᠨ ᠰᠢᠯᠵᠢᠯᠲᠡ ᠬᠥᠳᠡᠯᠭᠡᠭᠡᠨ ᠬᠢᠬᠦ ᠲᠣᠬᠢᠶᠠᠯᠳᠤᠯ ᠳᠤ ᠒᠐᠒᠓ ᠣᠨ ᠤ ᠐᠘ ᠳ᠋ᠤᠭᠠᠷ ᠰᠠᠷ᠎ᠠ ᠶᠢᠨ ᠑᠘ ᠍ ᠤ ᠑᠗᠄᠐᠐ ᠴᠠᠭ ᠠᠴᠠ ᠡᠮᠦᠨ᠎ᠡ ᠬᠢᠯᠭᠡᠬᠦ ᠱᠠᠭᠠᠷᠳᠠᠯᠭ᠎ᠠ ᠲᠠᠢ᠃

ᠮᠥᠨ ᠴᠠᠬᠢᠮ ᠢᠶᠠᠷ ᠬᠦᠰᠡᠯ ᠳᠦ ᠢᠯᠡᠭᠡᠬᠦ ᠪᠣᠯᠤᠮᠵᠢ ᠦᠭᠡᠢ ᠪᠣᠯᠤᠨ ᠢᠲᠡᠭᠡᠮᠵᠢᠯᠡᠭᠳᠡᠭᠰᠡᠨ ᠲᠥᠯᠦᠭᠡᠯᠡᠭᠴᠢ ᠪᠡᠷ /ᠡᠮᠡᠭᠡ᠂ ᠡᠪᠦᠭᠡ᠂ ᠠᠬ᠎ᠠ᠂ ᠡᠭᠡᠴᠢ ᠭᠡᠬᠦ ᠮᠡᠲᠦ/ ᠬᠦᠰᠡᠯ ᠳᠦ ᠭᠠᠷᠭᠠᠬᠤ ᠲᠣᠬᠢᠶᠠᠯᠳᠤᠯ ᠳᠤ ᠐᠘ ᠳ᠋ᠤᠭᠠᠷ ᠰᠠᠷ᠎ᠠ ᠶᠢᠨ ᠐᠗ ᠍ ᠤ ᠡᠳᠦᠷ ᠡᠴᠡ ᠬᠣᠶᠢᠰᠢ ᠥᠪᠡᠷ ᠲᠦ ᠣᠶᠢᠷ᠎ᠠ ᠪᠠᠶᠢᠷᠢᠯᠠᠬᠤ ᠲᠥᠷᠦ ᠶᠢᠨ ᠥᠮᠴᠢ ᠶᠢᠨ ᠴᠡᠴᠡᠷᠯᠢᠭ ᠲᠦ ᠥᠪᠡᠷ ᠦᠨ ᠪᠣᠯᠤᠨ ᠬᠡᠦᠬᠡᠳ ᠦᠨ ᠢᠶᠡᠨ ᠪᠢᠴᠢᠭ ᠪᠠᠷᠢᠮᠲᠠ ᠲᠠᠢ ᠣᠴᠢᠵᠤ ᠳᠡᠮᠵᠢᠬᠦ ᠪᠠᠭ ᠤᠨ ᠲᠤᠰᠠᠯᠠᠮᠵᠢ ᠲᠠᠢ ᠪᠠᠷ ᠬᠦᠰᠡᠯᠲᠦ ᠪᠡᠨ ᠢᠯᠡᠭᠡᠬᠦ ᠪᠣᠯᠤᠮᠵᠢ ᠲᠠᠢ ᠶᠤᠮ᠃

ᠨᠡᠶᠢᠰᠯᠡᠯ ᠦᠨ ᠴᠡᠴᠡᠷᠯᠢᠭ ᠲᠦ ᠬᠠᠮᠤᠷᠤᠭᠳᠠᠬᠤ ᠬᠦᠰᠡᠯᠲᠦ ᠶᠢᠨ ᠬᠠᠷᠢᠭᠤᠭ ᠐᠘ ᠳ᠋ᠤᠭᠠᠷ ᠰᠠᠷ᠎ᠠ ᠶᠢᠨ ᠒᠑ ᠍ ᠦ ᠡᠳᠦᠷ ᠡᠴᠡ ᠐᠘ ᠳ᠋ᠤᠭᠠᠷ ᠰᠠᠷ᠎ᠠ ᠶᠢᠨ ᠒᠕ ᠍ ᠤ ᠡᠳᠦᠷ ᠦᠳ ᠲᠦ ᠬᠦᠰᠡᠯ ᠳᠦ ᠢᠯᠡᠭᠡᠬᠦ ᠳᠦ ᠪᠡᠨ ᠪᠦᠷᠢᠳᠬᠡᠭᠦᠯᠦᠭᠰᠡᠨ ᠤᠲᠠᠰᠤᠨ ᠤ ᠳ᠋ᠤᠭᠠᠷ ᠲᠤ ᠮᠧᠰᠰᠧᠵᠢ ᠪᠡᠷ ᠢᠯᠡᠭᠡᠨ᠎ᠡ᠃

ᠨᠡᠶᠢᠰᠯᠡᠯ ᠦᠨ ᠴᠡᠴᠡᠷᠯᠢᠭ ᠲᠦ ᠬᠠᠮᠤᠷᠤᠭᠳᠠᠬᠤ ᠬᠦᠰᠡᠯ ᠳᠦ ᠢᠯᠡᠭᠡᠬᠦ ᠵᠢᠭᠠᠪᠤᠷᠢ ᠸᠢᠳᠢᠣ᠋ ᠍ ᠲᠠᠢ ᠲᠠᠨᠢᠯᠴᠠᠬᠤ ᠪᠣᠯ ᠡᠨᠳᠡ ᠳᠠᠷᠤᠨ᠎ᠠ ᠤᠤ᠃

ᠨᠡᠶᠢᠲᠡᠯᠡᠭᠰᠡᠨ᠄