ᠬᠠᠷᠠᠭᠠᠨ ᠤ ᠪᠡᠷᠬᠡᠰᠢᠶᠡᠯ ᠲᠡᠢ ᠢᠷᠭᠡᠳ ᠦᠨ ᠴᠠᠬᠢᠮ ᠤᠷ᠎ᠠ ᠴᠢᠳᠠᠪᠤᠷᠢ ᠶᠢ ᠳᠡᠭᠡᠭᠰᠢᠯᠡᠭᠦᠯᠬᠦ ᠰᠤᠷᠭᠠᠯᠲᠠ ᠶᠢᠨ ᠭᠡᠷᠡᠴᠢᠯᠡᠭᠡ ᠶᠢ ᠥᠨᠥᠳᠥᠷ ᠭᠠᠷᠳᠠᠭᠤᠯᠤᠯ᠎ᠠ


《ᠢ-ᠮᠣᠩᠭᠣᠯ ᠠᠺᠠᠳᠧᠮᠢ》 ᠤᠯᠤᠰ ᠤᠨ ᠲᠥᠰᠥᠪᠲᠦ ᠦᠢᠯᠡᠳᠪᠦᠷᠢ ᠶᠢᠨ ᠭᠠᠵᠠᠷ ᠒᠐᠒᠓ ᠣᠨ ᠤ ᠐᠕ ᠳ᠋ᠤᠭᠠᠷ ᠰᠠᠷ᠎ᠠ ᠶᠢᠨ ᠑᠕ ᠍ ᠤ ᠡᠳᠦᠷ ᠡᠴᠡ ᠐᠖ ᠳ᠋ᠤᠭᠠᠷ ᠰᠠᠷ᠎ᠠ ᠶᠢᠨ ᠒᠒ ᠍ ᠤ ᠬᠣᠭᠣᠷᠣᠨᠳᠣ ᠬᠠᠷᠠᠭᠠᠨ ᠤ ᠪᠡᠷᠬᠡᠰᠢᠶᠡᠯ ᠲᠡᠢ ᠢᠷᠭᠡᠳ ᠦᠨ ᠮᠡᠳᠡᠭᠡᠯᠡᠯ ᠲᠧᠭᠨᠣᠯᠣᠭᠢ ᠶᠢᠨ ᠴᠢᠳᠠᠪᠤᠷᠢ ᠶᠢ ᠳᠡᠭᠡᠭᠰᠢᠯᠡᠭᠦᠯᠬᠦ ᠵᠣᠷᠢᠯᠭ᠎ᠠ ᠪᠦᠬᠦᠢ ᠰᠤᠷᠭᠠᠯᠲᠠ ᠶᠢ ᠵᠣᠬᠢᠶᠠᠨ ᠪᠠᠶᠢᠭᠤᠯᠤᠯ᠎ᠠ᠃

《ᠬᠦᠷᠲᠡᠭᠡᠮᠵᠢ ᠲᠡᠢ ᠲᠧᠭᠨᠣᠯᠣᠭᠢ》 ᠣᠨᠣᠯ ᠫᠷᠠᠺᠲ᠋ᠢᠭ ᠬᠣᠣᠰᠯᠠᠭᠰᠠᠨ ᠗᠒ ᠴᠠᠭ ᠤᠨ ᠰᠤᠷᠭᠠᠯᠲᠠ ᠳᠤ ᠬᠠᠷᠠᠭᠠᠨ ᠤ ᠪᠡᠷᠬᠡᠰᠢᠶᠡᠯ ᠲᠡᠢ ᠔ ᠢᠷᠭᠡᠨ ᠬᠠᠮᠤᠷᠤᠭᠳᠠᠵᠤ ᠥᠨᠥᠳᠥᠷ ᠭᠡᠷᠡᠴᠢᠯᠡᠭᠡ ᠪᠡᠨ ᠭᠠᠷᠳᠠᠨ ᠠᠪᠴᠠᠢ᠃ ᠬᠠᠷᠢᠨ ᠰᠤᠷᠭᠠᠭᠴᠢ ᠪᠠᠭᠰᠢ ᠪᠠᠷ 《ᠢ-ᠮᠣᠩᠭᠣᠯ ᠠᠺᠠᠳᠧᠮᠢ》 ᠤᠯᠤᠰ ᠤᠨ ᠲᠥᠰᠦᠪ ᠲᠦ ᠦᠢᠯᠡᠳᠪᠦᠷᠢ ᠶᠢᠨ ᠭᠠᠵᠠᠷ ᠤᠨ ᠴᠠᠬᠢᠮ ᠤᠷ᠎ᠠ ᠴᠢᠳᠠᠪᠤᠷᠢ ᠶᠢᠨ ᠭᠠᠵᠠᠷ ᠤᠨ ᠰᠤᠷᠭᠠᠭᠴᠢ ᠪᠠᠭᠰᠢ᠂ ᠮᠣᠩᠭᠣᠯ ᠤᠨ ᠬᠠᠷᠠᠭᠠᠭᠦᠶᠢᠴᠦᠳ ᠦᠨ ᠦᠨᠳᠦᠰᠦᠨ ᠦ ᠬᠣᠯᠪᠣᠭᠠᠨ ᠤ ᠭᠡᠰᠢᠭᠦᠨ᠂ ᠬᠦᠷᠲᠡᠭᠡᠮᠵᠢ ᠲᠡᠢ ᠲᠧᠭᠨᠣᠯᠣᠭᠢ ᠶᠢᠨ ᠮᠡᠷᠭᠡᠰᠢᠭᠰᠡᠨ ᠪᠠᠭᠰᠢ ᠭ ∙ ᠪᠠᠳᠳᠡᠯᠭᠡᠷ ᠠᠵᠢᠯᠯᠠᠭᠰᠠᠨ᠃ ᠲᠤᠰ ᠰᠤᠷᠭᠠᠯᠲᠠ ᠳᠤ ᠳᠠᠷᠠᠭᠠᠬᠢ ᠠᠭᠤᠯᠭ᠎ᠠ ᠨᠤᠭᠤᠳ ᠪᠠᠭᠲᠠᠭᠠᠴᠠᠢ᠃ ᠡᠭᠦᠨ ᠳᠦ᠄

ᠺᠣᠮᠫᠢᠶᠦ᠋ᠲ᠋ᠧᠷ ᠤᠨ ᠬᠡᠷᠡᠭᠯᠡᠭᠡᠨ ᠦ ᠫᠷᠣᠭᠷᠠᠮ ᠤᠳ ᠢ ᠠᠰᠢᠭᠯᠠᠬᠤ
ᠢᠨᠲ᠋ᠧᠷᠨᠡᠲ ᠤᠷᠴᠢᠨ ᠳᠤ ᠠᠵᠢᠯᠯᠠᠬᠤ
ᠬᠠᠷᠠᠭᠠᠨ ᠤ ᠪᠡᠷᠬᠡᠰᠢᠶᠡᠯ ᠲᠡᠢ ᠢᠷᠭᠡᠳ ᠲᠦ ᠵᠣᠷᠢᠭᠤᠯᠤᠭᠰᠠᠨ ᠲᠤᠰᠠᠯᠠᠬᠤ ᠲᠥᠬᠥᠭᠡᠷᠦᠮᠵᠢ ᠨᠦᠭᠦᠳ ᠲᠡᠢ ᠠᠵᠢᠯᠯᠠᠬᠤ
ᠭᠠᠷ ᠤᠲᠠᠰᠤ ᠶᠢ ᠬᠦᠷᠲᠡᠭᠡᠮᠵᠢ ᠲᠡᠢ ᠬᠡᠯᠪᠡᠷᠢ ᠳᠦ ᠬᠤᠪᠢᠷᠠᠭᠠᠬᠤ
ᠴᠠᠬᠢᠮ ᠬᠠᠭᠤᠳᠠᠰᠤᠨ ᠤ ᠬᠦᠷᠲᠡᠭᠡᠮᠵᠢ ᠶᠢ ᠦᠨᠡᠯᠡᠬᠦ
ᠡᠳᠡᠭᠡᠷ ᠠᠭᠤᠯᠭ᠎ᠠ ᠶᠢ ᠰᠤᠳᠤᠯᠤᠭᠰᠠᠨ ᠢᠶᠠᠷ ᠰᠤᠷᠤᠯᠴᠠᠭᠴᠢᠳ ᠳᠡᠯᠭᠡᠴᠡ ᠤᠩᠰᠢᠭᠴᠢ ᠫᠷᠣᠭᠷᠠᠮ ᠢ ᠴᠢᠯᠦᠭᠡᠲᠡᠢ ᠠᠰᠢᠭᠯᠠᠵᠤ᠂ ᠮᠡᠳᠡᠭᠡᠯᠡᠯ ᠢ ᠲᠠᠨᠢᠵᠤ ᠮᠡᠳᠡᠬᠦ᠂ ᠠᠯᠢᠪᠠ ᠮᠡᠳᠡᠭᠡᠯᠡᠯ ᠡᠴᠡ ᠬᠡᠷᠡᠭᠴᠡᠭᠡᠨ ᠳᠦ ᠪᠡᠨ ᠲᠣᠬᠢᠷᠠᠭᠤᠯᠤᠨ ᠠᠰᠢᠭᠯᠠᠬᠤ᠂ ᠬᠡᠷᠡᠭᠯᠡᠬᠦ᠂ ᠪᠣᠯᠪᠠᠰᠤᠷᠠᠭᠤᠯᠬᠤ᠂ ᠬᠤᠪᠢᠶᠠᠯᠴᠠᠬᠤ᠂ ᠲᠦᠭᠡᠭᠡᠬᠦ ᠵᠡᠷᠭᠡ ᠴᠢᠳᠠᠪᠤᠷᠢ ᠶᠢ ᠪᠦᠷᠢᠨ ᠡᠵᠡᠮᠰᠢᠭᠰᠡᠨ ᠶᠤᠮ᠃

ᠰᠤᠷᠭᠠᠯᠲᠠ ᠶᠢ 《ᠢ-ᠮᠣᠩᠭᠣᠯ ᠠᠺᠠᠳᠧᠮᠢ》 ᠤᠯᠤᠰ ᠤᠨ ᠲᠥᠰᠦᠪ ᠲᠦ ᠦᠢᠯᠡᠳᠪᠦᠷᠢ ᠶᠢᠨ ᠭᠠᠵᠠᠷ ᠤᠨ ᠴᠠᠬᠢᠮ ᠤᠷ᠎ᠠ ᠴᠢᠳᠠᠪᠤᠷᠢ ᠶᠢᠨ ᠭᠠᠵᠠᠷ ᠰᠠᠨᠠᠭᠠᠴᠢᠯᠠᠨ ᠵᠣᠬᠢᠶᠠᠨ ᠪᠠᠶᠢᠭᠤᠯᠤᠯ᠎ᠠ᠃ ᠲᠤᠰ ᠭᠠᠵᠠᠷ ᠨᠢ ᠪᠦᠬᠦ ᠨᠡᠶᠢᠲᠡ ᠶᠢᠨ ᠮᠡᠳᠡᠭᠡᠯᠡᠯ᠂ ᠬᠠᠷᠢᠯᠴᠠᠭ᠎ᠠ ᠬᠣᠯᠪᠣᠭ᠎ᠠ᠂ ᠲᠧᠭᠨᠣᠯᠣᠭᠢ ᠶᠢᠨ ᠤᠷ᠎ᠠ ᠴᠢᠳᠠᠪᠤᠷᠢ ᠶᠢ ᠳᠡᠭᠡᠭᠰᠢᠯᠡᠭᠦᠯᠬᠦ ᠴᠢᠭᠯᠡᠯ ᠢᠶᠡᠷ ᠰᠤᠷᠭᠠᠯᠲᠠ᠂ ᠦᠢᠯᠡ ᠠᠵᠢᠯᠯᠠᠭ᠎ᠠ ᠵᠣᠬᠢᠶᠠᠨ ᠪᠠᠶᠢᠭᠤᠯᠳᠠᠭ ᠪᠥᠭᠡᠳ ᠒᠐᠒᠒ ᠣᠨ ᠠᠴᠠ ᠬᠣᠶᠢᠰᠢ ᠨᠡᠶᠢᠲᠡ ᠒᠕᠂᠙᠘᠔ ᠢᠷᠭᠡᠨ ᠳᠦ ᠬᠦᠷᠴᠦ ᠠᠵᠢᠯᠯᠠᠭᠰᠠᠨ ᠪᠢᠯᠡ᠃

ᠨᠡᠶᠢᠲᠡᠯᠡᠭᠰᠡᠨ᠄